ᠬᠢᠲᠠᠳ ᠤ᠋ᠨ ᠺᠣᠯᠣᠨᠢᠴᠢᠯᠠᠯ ᠥᠪᠦᠷ ᠮᠣᠩᠭᠤᠯ ᠤ᠋ᠨ ᠪᠠᠢᠭᠠᠯᠢ ᠣᠷᠴᠢᠨ ᠢ᠋ ᠲᠠᠯᠬᠢᠭᠳᠠᠭᠰᠠᠨ ᠨᠢ
ᠬᠢᠲᠠᠳ ᠤ᠋ᠨ ᠡᠪ ᠬᠠᠮᠲᠤ ᠨᠠᠮ᠂ ᠥᠪᠦᠷ ᠮᠣᠩᠭᠤᠯ ᠢ᠋ ᠡᠵᠡᠯᠡᠭᠰᠡᠨ 74 ᠵᠢᠯ ᠤ᠋ᠨ ᠲᠤᠷᠰᠢ᠂ ᠠᠩᠬᠠᠨ ᠠ᠋ᠴᠠ ᠪᠠᠨ ᠪᠡᠯᠡᠳᠭᠡᠵᠦ ᠲᠥᠯᠦᠪᠯᠡᠭᠰᠡᠨ ᠶᠣᠰᠤᠭᠠᠷ᠂ ᠠᠯᠬᠤᠮ ᠲᠠᠷᠠᠭ᠎ᠠ ᠲᠠᠢ ᠪᠠᠷ᠂ ᠮᠣᠩᠭᠤᠯ ᠬᠥᠮᠦᠨ ᠦ᠌ ᠡᠷᠬᠡ ᠮᠡᠳᠡᠯ ᠡᠷᠬᠡ ᠴᠢᠯᠦᠭᠡ ᠶ᠋ᠢ ᠪᠤᠯᠢᠶᠠᠨ ᠠᠪᠴᠤ᠂ ᠭᠠᠵᠠᠷ ᠳᠡᠭᠡᠷᠡᠬᠢ ᠭᠠᠵᠠᠷ ᠳᠣᠣᠷᠠᠬᠢ ᠪᠦᠬᠦ ᠪᠠᠶᠠᠯᠢᠭ ᠢ᠋ ᠴᠥᠯᠪᠡᠨ ᠰᠣᠷᠤᠵᠤ᠂ ᠬᠡᠯᠡ | ᠪᠢᠴᠢᠭ᠂ ᠰᠣᠶᠤᠯ | ᠵᠠᠩᠰᠢᠯ ᠢ᠋ ᠨᠢ ᠬᠣᠷᠢᠵᠤ ᠤᠰᠠᠳᠭᠠᠨ᠂ ᠡᠷᠲᠡᠨ ᠦ᠌ ᠲᠡᠦᠬᠡ ᠲᠡᠢ ᠥᠪᠡᠷᠮᠢᠴᠡ ᠰᠣᠳᠤᠨ ᠦᠨᠳᠦᠰᠦᠲᠡᠨ ᠢ᠋ ᠡᠨᠡ ᠳᠡᠯᠡᠬᠡᠢ ᠡᠴᠡ ᠬᠠᠢᠯᠠᠭᠤᠯᠵᠤ ᠤᠰᠠᠳᠭᠠᠬᠤ ᠪᠠᠷ ᠣᠷᠤᠯᠳᠤᠵᠤ ᠪᠠᠢᠨ᠎ᠠ᠃
ᠥᠨᠦᠳᠦᠷ ᠪᠢ᠂ ᠴᠠᠭ ᠤ᠋ᠨ ᠬᠢᠵᠠᠭᠠᠷ ᠢ᠋ ᠪᠣᠳᠤᠵᠤ᠂ ᠡᠬᠢ ᠪᠠᠶᠠᠯᠢᠭ ᠤ᠋ᠨ ᠴᠥᠯᠪᠡᠯᠲᠡ᠂ ᠪᠠᠢᠭᠠᠯᠢ ᠣᠷᠴᠢᠨ ᠤ᠋ ᠡᠪᠳᠡᠭᠳᠡᠯ ᠦ᠋ᠨ ᠲᠠᠯ᠎ᠠ ᠪᠠᠷ ᠶᠠᠷᠢᠶ᠎ᠠ᠄
ᠥᠪᠦᠷ ᠮᠣᠩᠭᠤᠯ ᠤ᠋ᠨ ᠭᠠᠵᠠᠷ ᠳᠣᠣᠷᠠᠬᠢ ᠪᠠᠶᠠᠯᠢᠭ ᠬᠡᠪᠡᠯ ᠠᠯᠳᠠ᠂ ᠮᠥᠩᠭᠦ᠂ ᠬᠣᠪᠤᠷ ᠰᠢᠷᠤᠢ᠂ ᠨᠡᠭᠦᠷᠡᠰᠦ᠂ ᠴᠠᠢᠷ᠂ ᠬᠥᠩᠭᠡᠨᠴᠠᠭᠠᠨ ᠮᠡᠲᠦ ᠶ᠋ᠢᠨ 21 ᠲᠥᠷᠦᠯ ᠦ᠋ᠨ ᠠᠭᠤᠷᠬᠠᠢ ᠶ᠋ᠢᠨ ᠪᠤᠯᠠᠭᠳᠠᠴᠠ ᠶ᠋ᠢᠨ ᠨᠥᠭᠡᠴᠡ ᠪᠦᠬᠦ ᠬᠢᠲᠠᠳ ᠲᠤ᠌ ᠲᠡᠷᠢᠭᠦᠯᠡᠳᠡᠭ᠃ 41 ᠲᠥᠷᠦᠯ ᠦ᠋ᠨ ᠠᠭᠤᠷᠬᠠᠢ ᠶ᠋ᠢᠨ ᠪᠤᠯᠠᠭᠳᠠᠴᠠ ᠪᠦᠬᠦ ᠬᠢᠲᠠᠳ ᠲᠤ᠌ ᠡᠮᠦᠨ᠎ᠡ 3 ᠳ᠋ᠤ᠌ ᠂ 103 ᠲᠥᠷᠦᠯ ᠦ᠋ᠨ ᠠᠭᠤᠷᠬᠠᠢ ᠶ᠋ᠢᠨ ᠪᠤᠯᠠᠭᠳᠠᠴᠠ ᠪᠦᠬᠦ ᠬᠢᠲᠠᠳ ᠲᠤ᠌ ᠡᠮᠦᠨ᠎ᠡ 10 ᠳ᠋ᠤ᠌ ᠣᠷᠤᠳᠠᠭ᠃
ᠬᠣᠪᠤᠷ ᠰᠢᠷᠤᠢ ᠪᠠᠷ ᠵᠢᠱᠢᠶᠡᠯᠡᠬᠦ ᠳ᠋ᠦ᠍᠂ ᠬᠢᠲᠠᠳ ᠨᠢᠭᠡ ᠦᠶ᠎ᠡ ᠂ ᠥᠨᠳᠦᠷ ᠮᠡᠷᠭᠡᠵᠢᠯ ᠱᠠᠭᠠᠷᠳᠠᠭᠰᠠᠨ ᠪᠦᠲᠦᠭᠡᠭᠳᠡᠬᠦᠨ ᠳ᠋ᠦ᠍ ᠶᠡᠬᠡᠪᠡᠷ ᠬᠡᠷᠡᠭᠯᠡᠭᠳᠡᠳᠡᠭ ᠬᠣᠪᠤᠷ ᠰᠢᠷᠤᠢ ᠶ᠋ᠢᠨ ᠳᠡᠯᠡᠬᠡᠢ ᠶ᠋ᠢᠨ ᠬᠡᠷᠡᠭᠯᠡᠭᠡ ᠶ᠋ᠢᠨ 90% ᠶ᠋ᠢ ᠬᠠᠩᠭᠠᠵᠤ ᠪᠠᠢᠪᠠ᠃ ᠭᠡᠲᠡᠯ᠎ᠡ ᠬᠢᠲᠠᠳ ᠤ᠋ᠨ ᠬᠣᠪᠤᠷ ᠰᠢᠷᠤᠢ ᠶ᠋ᠢᠨ 83% ᠢᠨ ᠨᠥᠭᠡᠴᠡ ᠶ᠋ᠢ ᠥᠪᠦᠷ ᠮᠣᠩᠭᠤᠯ ᠳ᠋ᠤ᠌ ᠪᠠᠢᠳᠠᠭ᠃ ᠭᠠᠭᠴᠠ ᠪᠠᠶᠠᠨᠣ᠋ᠪᠤᠭᠠ ᠭᠡᠳᠡᠭ ᠠᠭᠤᠷᠬᠠᠢ ᠨᠢ ᠳᠡᠯᠡᠬᠡᠢ ᠶ᠋ᠢᠨ ᠬᠣᠪᠤᠷ ᠰᠢᠷᠤᠢ ᠶ᠋ᠢᠨ ᠨᠥᠭᠡᠴᠡ ᠶ᠋ᠢᠨ 41% ᠶ᠋ᠢ ᠡᠵᠡᠯᠡᠳᠡᠭ ᠭᠡᠳᠡᠭ᠃ ᠬᠢᠲᠠᠳ ᠤ᠋ᠳ ᠬᠣᠪᠤᠷ ᠰᠢᠷᠤᠢ ᠠ᠋ᠴᠠ ᠥᠪᠡᠷᠰᠡᠳ ᠢ᠋ᠶ᠋ᠡᠨ ᠮᠠᠰᠢ ᠶᠡᠬᠡ ᠠᠰᠢᠭ ᠣᠷᠤᠯᠭ᠎ᠠ ᠣᠯᠤᠭᠰᠠᠨ ᠪᠥᠭᠡᠳ ᠮᠠᠨ ᠤ᠋ ᠮᠣᠩᠭᠤᠯ ᠬᠥᠮᠦᠨ ᠦ᠌ ᠪᠠᠶᠠᠯᠢᠭ ᠢ᠋ ᠳᠡᠯᠡᠬᠡᠢ ᠶ᠋ᠢᠨ ᠬᠥᠭᠵᠢᠭᠰᠡᠨ ᠤᠯᠤᠰ ᠲᠠᠢ ᠡᠳ᠋ ᠤ᠋ᠨ ᠵᠠᠰᠠᠭ ᠤ᠋ᠨ ᠲᠠᠢᠨ ᠬᠢᠬᠦ ᠵᠡᠪᠰᠡᠭ ᠪᠣᠯᠭᠠᠵᠤ ᠪᠠᠢᠨ᠎ᠠ᠃
ᠨᠡᠭᠦᠷᠡᠰᠦ ᠪᠡᠷ ᠰᠡᠳᠦᠪᠯᠡᠬᠦ ᠳ᠋ᠦ᠍᠂ ᠥᠪᠦᠷ ᠮᠣᠩᠭᠤᠯ ᠬᠢᠲᠠᠳ ᠤ᠋ᠨ ᠳᠡᠯᠡᠬᠡᠢ ᠶ᠋ᠢᠨ ᠦᠢᠯᠡᠳᠪᠦᠷᠢ ᠶ᠋ᠢᠨ ᠲᠥᠪ ᠪᠣᠯᠬᠤ ᠳ᠋ᠤ᠌ ᠨᠢ ᠡᠷᠴᠢᠮ ᠬᠦᠴᠦᠨ ᠦ᠌ ᠪᠠᠲᠤᠯᠠᠭ᠎ᠠ ᠪᠣᠯᠵᠤ ᠪᠤᠢ᠃ 2000 ᠣᠨ ᠳ᠋ᠤ᠌᠂ ᠪᠠᠷᠠᠭᠤᠨ ᠣᠷᠤᠨ ᠢ᠋ ᠨᠡᠭᠡᠭᠡᠨ ᠬᠥᠭᠵᠢᠭᠦᠯᠬᠦ ᠪᠣᠳᠤᠯᠭ᠎ᠠ ᠶ᠋ᠢ ᠬᠡᠷᠡᠭᠵᠢᠭᠦᠯᠦᠭᠰᠡᠨ ᠡᠴᠡ ᠰᠡᠭᠦᠯᠡᠷ᠂ ᠥᠪᠦᠷ ᠮᠣᠩᠭᠤᠯ ᠢ᠋ ᠪᠦᠬᠦ ᠬᠢᠲᠠᠳ ᠤ᠋ᠨ ᠡᠨᠧᠷᠭᠢ ᠬᠠᠩᠭᠠᠬᠤ ᠰᠠᠭᠤᠷᠢᠨ ᠭᠠᠵᠠᠷ ᠬᠡᠮᠡᠨ ᠲᠣᠳᠤᠷᠬᠠᠢᠯᠠᠵᠤ᠂ ᠤᠯᠠᠮ ᠪᠦᠷ ᠭᠠᠯᠵᠠᠭᠤᠷᠠᠭᠰᠠᠨ ᠮᠡᠲᠦ ᠳᠡᠭᠡᠷᠡᠮᠳᠡᠯᠭᠡ ᠶᠠᠪᠤᠭᠤᠯᠤᠭᠰᠠᠨ ᠪᠠᠢᠨ᠎ᠠ᠃ ᠳᠡᠯᠡᠬᠡᠢ ᠳ᠋ᠦ᠍ ᠠᠯᠳᠠᠷᠲᠠᠢ ᠰᠢᠯᠢ ᠶ᠋ᠢᠨ ᠭᠣᠣᠯ ᠤ᠋ᠨ ᠲᠠᠯ᠎ᠠ ᠨᠤᠲᠤᠭ᠂ ᠣᠷᠳᠤᠰ ᠤ᠋ᠨ ᠲᠠᠯ᠎ᠠ ᠨᠤᠲᠤᠭ᠂ ᠬᠥᠯᠦᠨ ᠪᠤᠢᠷ ᠤ᠋ᠨ ᠲᠠᠯ᠎ᠠ ᠨᠤᠲᠤᠭ ᠡᠳᠦᠭᠡ ᠭᠠᠵᠠᠷ ᠰᠡᠢ ᠦᠭᠡᠢ ᠰᠡᠭᠴᠢᠭᠳᠡᠨ᠂ ᠲᠣᠭᠤᠰᠤ ᠰᠢᠷᠤᠢ ᠳᠡᠭᠳᠡᠵᠦ᠂ ᠬᠠᠷᠠᠬᠤ ᠳ᠋ᠤ᠌ ᠨᠢᠳᠦ ᠬᠠᠯᠲᠤᠷᠢᠮ᠎ᠠ ᠲᠡᠰ ᠣᠨᠳᠣᠣ ᠭᠠᠵᠠᠷ ᠪᠣᠯᠵᠤ ᠬᠤᠪᠢᠷᠠᠵᠠᠢ᠃ < ᠪᠢᠴᠢᠯᠭᠡ >


ᠰᠢᠯᠢ ᠶ᠋ᠢᠨ ᠭᠣᠣᠯ ᠠᠢᠮᠠᠭ ᠪᠣᠯ ᠥᠪᠦᠷ ᠮᠣᠩᠭᠤᠯ ᠳ᠋ᠠᠬᠢ ᠬᠠᠮᠤᠭ ᠠ᠋ᠴᠠ ᠢᠯᠡᠭᠦᠦ ᠮᠠᠯᠵᠢᠬᠤ ᠠᠮᠢᠳᠤᠷᠠᠯ᠂ ᠦᠨᠳᠦᠰᠦᠲᠡᠨ ᠦ᠌ ᠰᠣᠶᠤᠯ ᠵᠠᠩᠰᠢᠯ ᠢ᠋ᠶ᠋ᠠᠨ ᠬᠠᠳᠠᠭᠠᠯᠠᠭᠰᠠᠨ ᠭᠠᠵᠠᠷ ᠪᠣᠯᠤᠨ᠎ᠠ᠃ ᠭᠡᠲᠡᠯ᠎ᠡ ᠡᠨᠡ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤᠨ ᠤ᠋ ᠲᠥᠪ ᠪᠠᠯᠭᠠᠷ ᠪᠠᠯᠭᠠᠰᠤ ᠠ᠋ᠴᠠ ᠬᠠᠤᠯᠢᠨᠭᠣᠣᠯ ᠬᠦᠷᠲᠡᠯᠡᠬᠢ ᠬᠡᠳᠦᠨ ᠵᠠᠭᠤᠨ ᠺᠢᠯᠣᠮᠧᠲ᠋ᠷ ᠭᠠᠵᠠᠷ ᠤ᠋ᠨ ᠵᠠᠮ ᠤ᠋ᠨ ᠬᠣᠶᠠᠷ ᠲᠠᠯ᠎ᠠ ᠳ᠋ᠤ᠌ ᠶᠠᠮᠠᠷ ᠴᠤ᠌ ᠲᠠᠰᠤᠯᠳᠠᠯ ᠦᠭᠡᠢ ᠪᠡᠷ᠂ ᠲᠣᠮᠤ ᠲᠣᠮᠤ ᠨᠡᠭᠦᠷᠡᠰᠦᠨ ᠠᠭᠤᠷᠬᠠᠢ ᠵᠠᠯᠭᠠᠯᠳᠤᠨ᠂ ᠠᠭᠤᠯᠠ ᠲᠤᠯᠤᠭᠠᠳ ᠣᠭ ᠢ᠋ᠶ᠋ᠠᠷ ᠢ᠋ᠶ᠋ᠠᠨ ᠠᠷᠴᠢᠭᠳᠠᠵᠤ᠂ ᠤᠰᠤ ᠭᠣᠣᠯ ᠬᠠᠳᠠᠵᠤ ᠰᠡᠷᠬᠢᠨ᠂ ᠶᠡᠬᠡ ᠬᠡᠮᠵᠢᠶᠡᠨ ᠦ᠌ ᠬᠢᠲᠠᠳ ᠬᠥᠮᠦᠰ ᠲᠥᠷᠦᠵᠦ ᠣᠷᠤᠵᠤ ᠢᠷᠡᠭᠡᠳ᠂ ᠡᠨᠳᠡᠬᠢ ᠮᠣᠩᠭᠤᠯᠴᠤᠳ ᠪᠠᠢᠭᠠᠯᠢ ᠣᠷᠴᠢᠨ ᠤ᠋ ᠮᠠᠭᠤᠳᠠᠯ᠂ ᠬᠢᠲᠠᠳ ᠬᠥᠮᠦᠰ ᠦ᠋ᠨ ᠰᠢᠬᠠᠯᠲᠠ ᠠ᠋ᠴᠠ ᠪᠣᠯᠵᠤ᠂ ᠲᠥᠷᠦᠭᠰᠡᠨ ᠨᠤᠲᠤᠭ ᠲᠠᠭᠠᠨ ᠠᠮᠢᠳᠤᠷᠠᠵᠤ ᠴᠢᠳᠠᠬᠤ ᠦᠭᠡᠢ᠂ ᠲᠥᠭᠡᠷᠢᠭᠰᠡᠨ ᠭᠠᠯᠠᠭᠤ ᠰᠢᠭ᠋ ᠲᠡᠨᠦᠵᠦ ᠪᠠᠢᠭ᠎ᠠ ᠪᠠᠢᠳᠠᠯ ᠭᠠᠷᠴᠤ ᠪᠠᠢᠨ᠎ᠠ᠃
ᠬᠢᠲᠠᠳᠴᠤᠳ᠂ ᠶᠡᠬᠡ ᠬᠢᠩᠭᠠᠨ ᠳᠠᠪᠠᠭ᠎ᠠ ᠮᠡᠲᠦ ᠶ᠋ᠢᠨ ᠣᠢ ᠰᠢᠭᠤᠢ ᠶ᠋ᠢᠨ ᠠᠰᠤᠷᠤ ᠪᠠᠶᠠᠯᠢᠭ ᠲᠠᠢ ᠠᠭᠤᠯᠠ ᠨᠢᠷᠤᠭᠤᠳ ᠢ᠋ ᠠᠯᠢ ᠡᠷᠲᠡ ᠡᠴᠡ ᠤᠯᠤᠰ ᠤ᠋ᠨ ᠰᠢᠭᠤᠢ ᠶ᠋ᠢᠨ ᠲᠠᠯᠠᠪᠠᠢ ᠪᠣᠯᠭᠠᠵᠤ ᠬᠡᠳᠦᠨ ᠵᠠᠭᠤᠨ ᠮᠢᠩᠭᠠᠨ ᠵᠢᠯ ᠢ᠋ᠶ᠋ᠠᠷ ᠬᠠᠢᠷᠠᠯᠠᠵᠤ ᠬᠠᠮᠠᠭᠠᠯᠠᠵᠤ ᠢᠷᠡᠭᠰᠡᠨ ᠰᠢᠭᠤᠢ ᠶ᠋ᠢᠨ ᠪᠠᠶᠠᠯᠢᠭ ᠢ᠋ ᠵᠢᠯ ᠤ᠋ᠨ ᠲᠤᠷᠰᠢ ᠣᠭᠲᠤᠯᠤᠨ ᠬᠢᠲᠠᠳ ᠤ᠋ᠨ ᠮᠣᠳᠤᠨ ᠮᠠᠲ᠋ᠧᠷᠢᠶᠠᠯ ᠬᠠᠩᠭᠠᠬᠤ ᠰᠠᠭᠤᠷᠢᠨ ᠭᠠᠵᠠᠷ ᠪᠣᠯᠭᠠᠭᠰᠠᠨ ᠪᠠᠢᠳᠠᠭ᠃ ᠡᠭᠦᠨ ᠡᠴᠡ ᠭᠠᠳᠠᠨ᠎ᠠ ᠬᠡᠰᠡᠭᠴᠢᠯᠡᠨ ᠦᠯᠡᠳᠡᠭᠰᠡᠨ ᠣᠩᠭᠤᠨ ᠲᠠᠷᠬᠠᠨ ᠣᠢ ᠮᠣᠳᠤ ᠲᠠᠢ ᠠᠭᠤᠯᠠ ᠨᠢᠷᠤᠭᠤᠳ ᠢ᠋ ᠬᠣᠵᠢᠮ ᠨᠢ << ᠪᠠᠢᠭᠠᠯᠢ ᠶ᠋ᠢᠨ ᠬᠠᠮᠠᠭᠠᠯᠠᠯᠲᠠ ᠶ᠋ᠢᠨ ᠣᠷᠤᠨ >> ᠭᠡᠵᠦ ᠤᠯᠤᠰ ᠲᠤ᠌ ᠬᠤᠷᠢᠶᠠᠨ ᠠᠪᠴᠤ᠂ ᠭᠣᠣᠯ ᠤᠰᠤ ᠲᠠᠭᠠᠭᠰᠠᠨ ᠵᠦᠯᠭᠡ ᠪᠤᠷᠭᠠᠰᠤ ᠲᠠᠢ ᠴᠢᠭᠢᠭᠯᠢᠭ ᠭᠠᠵᠠᠷ ᠢ᠋ << ᠨᠣᠭᠣ ᠭᠠᠵᠠᠷ ᠤ᠋ᠨ ᠬᠠᠮᠠᠭᠠᠯᠠᠯᠲᠠ ᠶ᠋ᠢᠨ ᠪᠦᠰᠡ >> ᠬᠡᠮᠡᠨ ᠬᠠᠰᠢᠵᠤ ᠲᠣᠣᠷᠯᠠᠨ᠂ ᠪᠤᠲᠠᠯᠢᠭ ᠮᠣᠳᠤ ᠲᠠᠢ ᠬᠥᠲᠦᠯ ᠭᠠᠵᠠᠷ ᠢ᠋ < ᠪᠡᠯᠴᠢᠭᠡᠷ > << ᠨᠡᠢᠲᠡ ᠶ᠋ᠢᠨ ᠠᠰᠢᠭᠲᠤ ᠣᠢ ᠶ᠋ᠢ ᠬᠠᠮᠠᠭᠠᠯᠠᠬᠤ >> ᠭᠠᠵᠠᠷ ᠬᠡᠮᠡᠨ ᠮᠠᠯᠵᠢᠬᠤ ᠶ᠋ᠢ ᠬᠢᠵᠠᠭᠠᠷᠯᠠᠨ᠂ ᠡᠯᠡᠰᠦ ᠮᠠᠩᠬ᠎ᠠ ᠲᠠᠢ ᠲᠠᠴᠢᠷ ᠰᠢᠭ᠋ ᠪᠡᠯᠴᠢᠭᠡᠷ ᠢ᠋ << ᠪᠡᠭᠡᠵᠢᠩ ᠲᠢᠶᠠᠨᠵᠢᠨ ᠤ᠋ ᠡᠯᠡᠰᠦ ᠶ᠋ᠢ ᠵᠠᠰᠠᠬᠤ ᠢᠨᠵᠧᠨᠧᠷᠢᠩ >> ᠬᠡᠮᠡᠨ ᠮᠠᠯᠴᠢᠳ ᠢ᠋ ᠨᠡᠭᠦᠯᠭᠡᠨ᠂ ᠮᠣᠩᠭᠤᠯ ᠬᠥᠮᠦᠨ ᠳ᠋ᠦ᠍ ᠪᠠᠢᠬᠤ ᠪᠦᠬᠦ ᠵᠦᠢᠯ ᠢ᠋ ᠲᠡᠭᠦᠨ ᠳ᠋ᠦ᠍ ᠵᠣᠷᠢᠭᠤᠯᠤᠭᠰᠠᠨ ᠪᠦᠬᠦ ᠵᠦᠢᠯ ᠦ᠋ᠨ ᠠᠷᠭ᠎ᠠ ᠵᠠᠯᠢ ᠪᠠᠷ ᠪᠤᠯᠢᠶᠠᠨ ᠳᠡᠭᠡᠷᠡᠮᠳᠡᠵᠦ ᠪᠠᠢᠨ᠎ᠠ᠃
ᠬᠢᠲᠠᠳᠴᠤᠳ ᠭᠠᠵᠠᠷ ᠳᠣᠣᠷᠠᠬᠢ ᠠᠭᠤᠷᠬᠠᠢ ᠶ᠋ᠢᠨ ᠪᠤᠯᠠᠭᠳᠠᠴᠠ ᠭᠠᠵᠠᠷ ᠳᠡᠭᠡᠷᠡᠬᠢ ᠪᠡᠯᠴᠢᠭᠡᠷ᠂ ᠲᠠᠷᠢᠶ᠎ᠠ᠂ ᠣᠢ ᠰᠢᠭᠤᠢ᠂ ᠠᠩ ᠠᠮᠢᠳᠠᠨ ᠪᠦᠬᠦ ᠵᠦᠢᠯ ᠢ᠋ ᠴᠥᠯᠪᠡᠭᠡᠳ ᠵᠣᠭᠰᠤᠬᠤ ᠦᠭᠡᠢ᠂ ᠣᠳᠤ ᠲᠡᠭᠷᠢ ᠣᠭᠲᠠᠷᠭᠤᠢ ᠡᠭᠦᠯᠡ ᠪᠣᠷᠤᠭᠠᠨ ᠢ᠋ ᠬᠦᠷᠲᠡᠯ᠎ᠡ ᠴᠥᠯᠪᠡᠵᠦ ᠪᠠᠢᠨ᠎ᠠ᠃
ᠬᠢᠲᠠᠳ ᠤ᠋ᠨ ᠵᠠᠰᠠᠭ᠂ ᠥᠪᠦᠷ ᠮᠣᠩᠭᠤᠯ ᠤ᠋ᠨ ᠪᠤᠰᠤ ᠭᠠᠵᠠᠷ ᠤ᠋ᠨ ᠬᠢᠲᠠᠳ ᠬᠥᠮᠦᠰ ᠲᠡᠭᠡᠨ ᠲᠤᠰᠭᠠᠢ ᠮᠥᠩᠭᠦ ᠭᠠᠷᠭᠠᠨ ᠥᠭᠴᠦ᠂ ᠥᠪᠦᠷ ᠮᠣᠩᠭᠤᠯ ᠳ᠋ᠤ᠌ ᠣᠴᠢᠭᠤᠯᠤᠨ ᠭᠠᠵᠠᠷ ᠬᠤᠳᠠᠯᠳᠤᠨ ᠠᠪᠤᠭᠤᠯᠳᠠᠭ᠂ ᠲᠡᠷᠡ ᠭᠠᠵᠠᠷ ᠲᠠᠭᠠᠨ ᠲᠡᠳᠡᠨᠦᠰ ᠡᠪᠡᠰᠦ ᠪᠡᠨ ᠲᠠᠷᠢᠳᠠᠭ᠃ ᠲᠠᠷᠢᠭᠰᠠᠨ ᠡᠪᠡᠰᠦ ᠪᠡᠨ ᠵᠢᠯ ᠳ᠋ᠦ᠍ ᠬᠡᠳᠦ ᠤᠳᠠᠭ᠎ᠠ ᠬᠠᠳᠤᠵᠤ ᠬᠤᠷᠢᠶᠠᠳᠠᠭ᠂ ᠬᠠᠳᠤᠭᠰᠠᠨ ᠡᠪᠡᠰᠦ ᠪᠡᠨ ᠨᠣᠷᠭᠠᠬᠤ ᠦᠭᠡᠢ ᠶ᠋ᠢᠨ ᠲᠤᠯᠠᠳᠠ᠂ ᠡᠭᠦᠯᠡ ᠶ᠋ᠢ ᠫᠤᠤᠳᠠᠵᠤ᠂ ᠵᠢᠯ ᠦ᠋ᠨ ᠲᠤᠷᠰᠢ ᠪᠣᠷᠤᠭᠠᠨ ᠣᠷᠤᠭᠤᠯᠬᠤ ᠦᠭᠡᠢ᠂ ᠬᠡᠰᠡᠭ ᠭᠠᠵᠠᠷ ᠬᠤᠳᠠᠯᠳᠤᠨ ᠠᠪᠤᠭᠰᠠᠨ ᠮᠥᠷᠲᠡᠯ᠎ᠡ ᠪᠡᠨ ᠡᠷᠬᠢᠨ ᠲᠣᠭᠤᠷᠢᠨ ᠤ᠋ ᠮᠠᠰᠢ ᠶᠡᠬᠡ ᠬᠡᠪᠴᠢᠶᠡᠨ ᠦ᠌ ᠭᠠᠵᠠᠷ ᠲᠤ᠌ ᠪᠣᠷᠤᠭᠠᠨ ᠬᠤᠷ᠎ᠠ ᠦᠭᠡᠢ ᠪᠣᠯᠭᠠᠵᠤ᠂ ᠮᠠᠯᠴᠢᠨ ᠲᠠᠷᠢᠶᠠᠴᠢᠨ ᠢ᠋ ᠲᠠᠮᠤᠯᠠᠨ ᠵᠣᠪᠠᠭᠠᠵᠤ ᠪᠠᠢᠨ᠎ᠠ᠃ ᠡᠭᠦᠯᠡ ᠫᠤᠤᠳᠠᠭᠰᠠᠨ ᠬᠥᠮᠦᠰ ᠢ᠋ ᠢᠯᠡᠴᠢᠯᠡᠵᠦ ᠡᠰᠡᠷᠭᠦᠴᠡᠭᠰᠡᠨ ᠬᠥᠮᠦᠰ ᠢ᠋ << ᠥ ᠡᠷᠢᠵᠦ ᠬᠡᠷᠡᠭ ᠰᠡᠳᠦᠭᠰᠡᠨ >> ᠭᠡᠳᠡᠭ ᠶᠠᠯ᠎ᠠ ᠨᠥᠮᠦᠷᠦᠭᠦᠯᠦᠨ ᠱᠣᠷᠤᠩ ᠳ᠋ᠤ᠌ ᠬᠢᠳᠡᠭ᠃ ᠢᠩᠭᠢᠭᠡᠳ ᠥᠪᠦᠷ ᠮᠣᠩᠭᠤᠯ ᠤ᠋ᠨ ᠵᠡᠭᠦᠨ ᠦᠵᠦᠭᠦᠷ ᠡᠴᠡ ᠪᠠᠷᠠᠭᠤᠨ ᠦᠵᠦᠭᠦᠷ ᠬᠦᠷᠲᠡᠯ᠎ᠡ ᠮᠠᠰᠢ ᠶᠡᠬᠡ ᠲᠠᠯᠠᠪᠠᠢ ᠲᠠᠢ ᠡᠪᠡᠰᠦ ᠲᠠᠷᠢᠳᠠᠭ ᠪᠦᠰᠡ ᠪᠤᠢ ᠪᠣᠯᠤᠭᠰᠠᠨ᠂ ᠲᠡᠳᠡ ᠲᠡᠭᠷᠢ ᠶ᠋ᠢᠨ ᠡᠭᠦᠯᠡ ᠫᠤᠤᠳᠠᠵᠤ ᠡᠷᠬᠢᠨ ᠲᠣᠭᠤᠷᠢᠨ ᠳ᠋ᠠᠭᠠᠨ ᠭᠠᠮᠰᠢᠭ ᠲᠠᠷᠢᠬᠤ ᠪᠠᠷ ᠪᠠᠷᠠᠬᠤ ᠦᠭᠡᠢ᠂ ᠥᠪᠡᠷ ᠦ᠋ᠨ ᠡᠪᠡᠰᠦᠨ ᠲᠠᠯᠠᠪᠠᠢ ᠪᠠᠨ ᠭᠠᠵᠠᠷ ᠳᠣᠣᠷᠠᠬᠢ ᠤᠰᠤ ᠪᠠᠷ ᠡᠳᠦᠷ ᠰᠥᠨᠢ ᠦᠭᠡᠢ ᠤᠰᠤᠯᠠᠵᠤ᠂ ᠥᠪᠦᠷ ᠮᠣᠩᠭᠤᠯ ᠤ᠋ᠨ ᠭᠠᠵᠠᠷ ᠳᠣᠣᠷᠠᠬᠢ ᠤᠰᠤᠨ ᠤ᠋ ᠨᠥᠭᠡᠴᠡ ᠶ᠋ᠢ ᠮᠠᠰᠢ ᠬᠤᠷᠳᠤ ᠲᠠᠢ ᠪᠠᠷᠠᠭᠳᠠᠭᠤᠯᠵᠤ ᠪᠠᠢᠨ᠎ᠠ᠃
ᠮᠣᠩᠭᠤᠯ ᠤ᠋ᠨ ᠥᠨᠳᠦᠷᠯᠢᠭ ᠪᠣᠯ ᠬᠦᠢᠲᠡᠨ᠂ ᠬᠠᠭᠤᠷᠠᠢ᠂ ᠲᠠᠴᠢᠷ᠂ ᠰᠠᠯᠬᠢ ᠶᠡᠬᠡ ᠲᠡᠢ ᠁ ᠣᠯᠠᠨ ᠣᠯᠠᠨ ᠪᠠᠢᠭᠠᠯᠢ ᠶ᠋ᠢᠨ ᠬᠠᠲᠠᠭᠤ ᠨᠥᠬᠦᠴᠡᠯ ᠳᠠᠪᠬᠤᠴᠠᠭᠰᠠᠨ ᠳᠡᠯᠡᠬᠡᠢ ᠳ᠋ᠦ᠍ ᠬᠣᠪᠤᠷ ᠪᠦᠰᠡ ᠨᠤᠲᠤᠭ ᠶᠤᠮ ᠡ᠃ ᠡᠨᠡ ᠨᠤᠲᠤᠭ ᠤ᠋ᠨ ᠡᠵᠡᠨ ᠨᠢ ᠪᠣᠯᠤᠭᠰᠠᠨ ᠮᠣᠩᠭᠤᠯ ᠬᠥᠮᠦᠨ ᠪᠠᠢᠭᠠᠯᠢ ᠳᠡᠯᠡᠬᠡᠢ ᠪᠡᠨ ᠨᠢᠳᠦᠨ ᠦ᠌ ᠴᠡᠴᠡᠭᠡᠢ ᠰᠢᠭ ᠢ᠋ᠶ᠋ᠡᠨ ᠬᠠᠢᠷᠠᠯᠠᠵᠤ᠂ ᠬᠠᠮᠤᠭ ᠤ᠋ᠨ ᠡᠮᠵᠢᠭ ᠪᠠᠢᠭᠠᠯᠢ ᠶ᠋ᠢᠨ ᠨᠥᠬᠦᠴᠡᠯ ᠲᠡᠢ ᠭᠠᠵᠠᠷ ᠢ᠋ ᠬᠠᠮᠤᠭ ᠤ᠋ᠨ ᠲᠦᠷᠢ ᠤᠤᠯ ᠬᠡᠪ ᠢ᠋ᠶ᠋ᠡᠷ ᠨᠢ ᠬᠣᠶᠠᠳᠠᠬᠢ ᠮᠢᠩᠭᠠᠨ ᠬᠦᠷᠲᠡᠯ᠎ᠡ ᠬᠠᠳᠠᠭᠠᠯᠠᠵᠤ ᠬᠠᠮᠠᠭᠠᠯᠠᠵᠤ ᠢᠷᠡᠭᠰᠡᠨ ᠪᠢᠯᠡ᠃ ᠤᠴᠢᠷ ᠨᠢ ᠮᠣᠩᠭᠤᠯᠴᠤᠳ ᠭᠡᠳᠡᠭ ᠪᠣᠯ << ᠮᠣᠩᠭᠤᠯ ᠤ᠋ᠨ ᠥᠨᠳᠦᠷᠯᠢᠭ ᠦ᠋ᠨ ᠪᠠᠢᠭᠠᠯᠢ ᠭᠠᠭᠴᠠᠬᠠᠨ ᠤᠳᠠᠭ᠎ᠠ ᠲᠠᠯᠬᠢᠭᠳᠠᠪᠠᠯ ᠳᠠᠬᠢᠭᠠᠳ ᠬᠡᠵᠢᠶ᠎ᠡ ᠴᠦ᠍ ᠲᠠᠬᠢᠨ ᠰᠡᠷᠭᠦᠵᠦ ᠴᠢᠳᠠᠬᠤ ᠦᠭᠡᠢ >> ᠭᠡᠳᠡᠭ ᠢ᠋ ᠮᠡᠳᠡᠳᠡᠭ ᠭᠦᠨ ᠤᠬᠠᠭᠠᠯᠢᠭ ᠠᠷᠠᠳ ᠲᠦᠮᠡᠨ ᠶᠤᠮ᠃
ᠳᠥᠷᠪᠡᠨ ᠶᠡᠬᠡ ᠲᠠᠯᠠᠢ ᠠ᠋ᠴᠠ ᠲᠠᠰᠤᠷᠠᠵᠤ᠂ ᠬᠣᠶᠠᠷ ᠶᠡᠬᠡ ᠲᠣᠮᠤ ᠳᠠᠷᠤᠩᠭᠤᠢᠯᠠᠭᠴᠢ ᠤᠯᠤᠰ ᠤ᠋ᠨ ᠲᠤᠮᠳᠠ ᠬᠠᠪᠴᠢᠭᠳᠠᠭᠰᠠᠨ᠂ ᠳᠡᠯᠡᠬᠡᠢ ᠳ᠋ᠦ᠍ ᠬᠣᠪᠤᠷᠬᠠᠨ ᠪᠠᠢᠭᠠᠯᠢ ᠶ᠋ᠢᠨ ᠪᠠᠶᠠᠯᠢᠭ ᠲᠠᠢ᠂ ᠳᠡᠯᠡᠬᠡᠢ ᠳ᠋ᠦ᠍ ᠬᠣᠪᠤᠷᠳᠠᠭᠰᠠᠨ ᠨᠡᠭᠦᠳᠡᠯ ᠮᠠᠯᠵᠢᠯ ᠠᠮᠢᠳᠤᠷᠠᠯ ᠲᠠᠢ ᠮᠣᠩᠭᠤᠯ ᠤ᠋ᠨ ᠥᠨᠳᠦᠷᠯᠢᠭ ᠪᠣᠯᠤᠨ ᠳᠡᠯᠡᠬᠡᠢ ᠳ᠋ᠦ᠍ ᠬᠣᠪᠤᠷᠬᠠᠨ ᠬᠠᠲᠠᠭᠤ ᠪᠠᠢᠭᠠᠯᠢ ᠶ᠋ᠢᠨ ᠨᠥᠬᠦᠴᠡᠯ ᠳ᠋ᠦ᠍ ᠳᠡᠯᠡᠬᠡᠢ ᠳ᠋ᠦ᠍ ᠭᠠᠢᠬᠠᠭᠳᠠᠭᠰᠠᠨ ᠰᠣᠶᠤᠯ ᠢ᠋ ᠪᠦᠲᠦᠭᠡᠵᠦ ᠴᠢᠳᠠᠭᠰᠠᠨ ᠮᠣᠩᠭᠤᠯ ᠠᠷᠠᠳ ᠲᠦᠮᠡᠨ ᠢ᠋ ᠳᠡᠯᠡᠬᠡᠢ ᠨᠡᠢᠲᠡ ᠲᠥᠪᠡᠳ᠂ ᠤᠢᠭᠤᠷ ᠤ᠋ᠨ ᠠᠰᠠᠭᠤᠳᠠᠯ ᠮᠡᠲᠦ ᠠᠩᠬᠠᠷᠤᠯ ᠳ᠋ᠠᠭᠠᠨ ᠠᠪᠬᠤ ᠶ᠋ᠢ ᠬᠦᠰᠡᠵᠦ ᠪᠠᠢᠨ᠎ᠠ᠃
ᠡᠨᠡ ᠲᠠᠰᠢᠷᠠᠮ ᠳ᠋ᠤ᠌ ᠨᠠᠳᠠ ᠳ᠋ᠤ᠌ ᠢᠲᠡᠭᠡᠯ ᠬᠦᠯᠢᠶᠡᠯᠭᠡᠭᠰᠡᠨ ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠶ᠋ᠢᠨ ᠳᠠᠷᠤᠭ᠎ᠠ ᠲᠡᠮᠡᠴᠡᠯᠲᠦ ᠪᠣᠯᠤᠨ ᠳᠡᠳ᠋ ᠳᠠᠷᠤᠭ᠎ᠠ ᠲᠠᠢᠴᠢᠨ ᠨᠠᠷ ᠲᠤ᠌ ᠲᠠᠯᠠᠷᠬᠠᠵᠤ ᠪᠠᠢᠭ᠎ᠠ ᠪᠠᠨ ᠢᠯᠡᠷᠬᠡᠢᠯᠡᠶ᠎ᠡ᠃
ᠮᠦᠨ ᠴᠦ᠍ ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠪᠠᠨ ᠲᠥᠯᠦᠭᠡᠯᠡᠵᠦ ᠡᠨᠡ ᠪᠣᠯᠤᠮᠵᠢ ᠶ᠋ᠢ ᠥᠭᠭᠦᠭᠰᠡᠨ ᠲᠥᠪᠡᠳ ᠦ᠋ᠨ ᠵᠠᠰᠠᠭ ᠤ᠋ᠨ ᠭᠠᠵᠠᠷ ᠤ᠋ᠨ ᠤᠯᠤᠰ ᠳᠦᠷᠦ ᠰᠤᠳᠤᠯᠭᠠᠨ ᠤ᠋ ᠲᠥᠪ ᠦ᠋ᠨ ᠬᠠᠮᠲᠤ ᠤᠯᠠᠨ ᠳ᠋ᠤ᠌ ᠭᠦᠨ ᠲᠠᠯᠠᠷᠬᠠᠯ ᠢ᠋ᠶ᠋ᠠᠨ ᠳᠡᠪᠰᠢᠭᠦᠯᠵᠦ ᠡᠨᠡ ᠤᠳᠠᠭᠠᠨ ᠤ᠋ ᠬᠤᠷᠠᠯ ᠤ᠋ᠨ ᠠᠮᠵᠢᠯᠲᠠᠲᠠᠢ ᠪᠣᠯᠬᠤ ᠶ᠋ᠢ ᠬᠦᠰᠡᠨ ᠵᠥᠩᠨᠡᠶ᠎ᠡ ᠅
ᠡᠮᠦᠨᠡᠳᠦ ᠮᠣᠩᠭᠤᠯ ᠤ᠋ᠨ ᠶᠡᠬᠡ ᠬᠤᠷᠠᠯᠳᠠᠢ ᠶ᠋ᠢᠨ ᠳᠡᠳ᠋ ᠨᠠᠷᠢᠨ ᠪᠢᠴᠢᠭ ᠤ᠋ᠨ ᠳᠠᠷᠤᠭ᠎ᠠ ᠪᠦᠲᠦᠭᠡᠭᠴᠢ ᠡᠴᠡ᠂ 2023 06 08