ᠬᠦᠨᠳᠦᠳᠬᠡᠯ
ᠪᠤᠰᠤᠳ ᠬᠡᠷᠡᠭᠯᠡᠭᠴᠢ ᠶ᠋ᠢ ᠬᠦᠨᠳᠦᠳᠬᠡᠵᠦ᠂ ᠡᠶ᠎ᠡ ᠲᠠᠢ ᠪᠠᠢᠬᠤ ᠨᠢ MONGOL WORLD ᠦ᠋ᠨ ᠦᠨᠳᠦᠰᠦᠨ ᠵᠠᠷᠴᠢᠮ ᠶᠤᠮ᠃
ᠳᠣᠷᠣᠮᠵᠢᠯᠠᠬᠤ᠂ ᠠᠢᠯᠭᠠᠨ ᠰᠦᠷᠳᠡᠭᠦᠯᠬᠦ᠂ ᠳᠠᠷᠤᠯᠠᠬᠤ᠂ ᠪᠤᠰᠤᠳ ᠤᠨ ᠬᠤᠪᠢ ᠶ᠋ᠢᠨ ᠣᠷᠣᠨ ᠵᠠᠢ ᠳ᠋ᠤ ᠬᠣᠣᠷ ᠬᠦᠷᠭᠡᠬᠦ ᠦᠢᠯᠡᠳᠦᠯ ᠢ᠋ ᠬᠣᠷᠢᠭᠯᠠᠨ᠎ᠠ᠃
MONGOL WORLD
MONGOL WORLD ᠳ᠋ᠠᠬᠢ ᠬᠠᠮᠲᠤ ᠨᠡᠢᠭᠡᠮ ᠦ᠋ᠨ ᠣᠷᠴᠢᠨ ᠢ᠋ ᠠᠶᠤᠯ ᠦᠭᠡᠢ᠂ ᠬᠦᠨᠳᠦᠳᠬᠡᠯ ᠲᠠᠢ᠂ ᠨᠠᠢᠳᠠᠪᠤᠷᠢᠲᠠᠢ ᠪᠠᠢᠯᠭᠠᠬᠤ ᠶ᠋ᠢᠨ ᠲᠥᠯᠥᠭᠡ ᠡᠨᠡ ᠳᠦᠷᠢᠮ ᠢ᠋ ᠪᠠᠷᠢᠮᠲᠠᠯᠠᠨ᠎ᠠ᠃
ᠪᠤᠰᠤᠳ ᠬᠡᠷᠡᠭᠯᠡᠭᠴᠢ ᠶ᠋ᠢ ᠬᠦᠨᠳᠦᠳᠬᠡᠵᠦ᠂ ᠡᠶ᠎ᠡ ᠲᠠᠢ ᠪᠠᠢᠬᠤ ᠨᠢ MONGOL WORLD ᠦ᠋ᠨ ᠦᠨᠳᠦᠰᠦᠨ ᠵᠠᠷᠴᠢᠮ ᠶᠤᠮ᠃
ᠳᠣᠷᠣᠮᠵᠢᠯᠠᠬᠤ᠂ ᠠᠢᠯᠭᠠᠨ ᠰᠦᠷᠳᠡᠭᠦᠯᠬᠦ᠂ ᠳᠠᠷᠤᠯᠠᠬᠤ᠂ ᠪᠤᠰᠤᠳ ᠤᠨ ᠬᠤᠪᠢ ᠶ᠋ᠢᠨ ᠣᠷᠣᠨ ᠵᠠᠢ ᠳ᠋ᠤ ᠬᠣᠣᠷ ᠬᠦᠷᠭᠡᠬᠦ ᠦᠢᠯᠡᠳᠦᠯ ᠢ᠋ ᠬᠣᠷᠢᠭᠯᠠᠨ᠎ᠠ᠃
ᠶᠠᠰᠤ ᠦᠨᠳᠦᠰᠦ᠂ ᠬᠡᠯᠡ᠂ ᠰᠣᠶᠣᠯ᠂ ᠱᠠᠰᠢᠨ᠂ ᠬᠦᠢᠰᠦ᠂ ᠨᠠᠰᠤ᠂ ᠬᠤᠪᠢ ᠬᠦᠮᠦᠨ ᠦ᠋ ᠣᠨᠴᠠᠯᠢᠭ ᠳᠡᠭᠡᠷ᠎ᠡ ᠲᠦᠰᠢᠭᠯᠡᠭᠰᠡᠨ ᠢᠯᠭᠠᠪᠤᠷᠢᠯᠠᠯ ᠢ᠋ ᠬᠦᠯᠢᠶᠡᠨ ᠵᠦᠪᠰᠢᠶᠡᠷᠡᠬᠦ ᠦᠭᠡᠢ᠃
ᠦᠵᠡᠯ ᠪᠣᠳᠣᠯ ᠥᠭᠡᠷ᠎ᠡ ᠪᠠᠢᠵᠤ ᠪᠣᠯᠬᠤ ᠴᠤ᠂ ᠶᠠᠷᠢᠶ᠎ᠠ ᠪᠠ ᠮᠠᠷᠭᠤᠯᠳᠤᠭᠠᠨ ᠨᠢ ᠬᠦᠨᠳᠦᠳᠬᠡᠯ ᠲᠠᠢ ᠪᠠᠢᠬᠤ ᠶᠣᠰᠣᠲᠠᠢ᠃
ᠬᠠᠤᠯᠢ ᠪᠤᠰᠤ᠂ ᠬᠦᠴᠦᠷᠬᠡᠭᠯᠡᠯ ᠳ᠋ᠦ ᠤᠷᠢᠶᠠᠯᠠᠭᠰᠠᠨ᠂ ᠬᠣᠣᠷᠲᠠᠢ᠂ ᠵᠠᠯᠢᠯᠠᠯ ᠲᠠᠢ᠂ ᠰᠫᠠᠮ ᠠᠭᠤᠯᠭ᠎ᠠ ᠶ᠋ᠢ ᠬᠣᠷᠢᠭᠯᠠᠨ᠎ᠠ᠃
ᠨᠠᠰᠤᠨ ᠳ᠋ᠤ ᠬᠦᠷᠦᠭᠡ ᠦᠭᠡᠢ ᠬᠦᠮᠦᠨ ᠲᠡᠢ ᠬᠣᠯᠪᠣᠭ᠎ᠠ ᠲᠠᠢ ᠬᠣᠣᠷᠲᠠᠢ ᠠᠭᠤᠯᠭ᠎ᠠ᠂ ᠬᠦᠴᠦᠷᠬᠡᠭ ᠵᠢᠷᠤᠭ᠂ ᠳᠣᠷᠣᠮᠵᠢ ᠪᠤᠶᠤ ᠠᠶᠤᠯ ᠳᠠᠭᠤᠳᠠᠬᠤ ᠠᠭᠤᠯᠭ᠎ᠠ ᠶ᠋ᠢ ᠨᠡᠢᠲᠡᠯᠡᠵᠦ ᠪᠣᠯᠬᠤ ᠦᠭᠡᠢ᠃
ᠰᠠᠨᠠᠭᠠᠲᠠᠢ ᠪᠠᠷ ᠬᠤᠳᠠᠯ ᠮᠡᠳᠡᠭᠡ ᠲᠠᠷᠠᠭᠠᠬᠤ᠂ ᠵᠠᠯᠢᠯᠠᠬᠤ᠂ ᠪᠤᠰᠤᠳ ᠬᠦᠮᠦᠨ᠂ ᠪᠠᠢᠭᠤᠯᠤᠯᠭ᠎ᠠ᠂ ᠲᠥᠷᠦᠯ ᠲᠡᠮᠳᠡᠭ ᠪᠣᠯᠵᠤ ᠳᠦᠷᠢ ᠡᠰᠭᠡᠬᠦ ᠦᠢᠯᠡᠳᠦᠯ ᠢ᠋ ᠬᠣᠷᠢᠭᠯᠠᠨ᠎ᠠ᠃
ᠮᠡᠳᠡᠭᠡ᠂ ᠵᠠᠷ᠂ ᠨᠡᠢᠲᠡᠯᠡᠯ ᠢ᠋ ᠬᠤᠪᠢᠶᠠᠯᠴᠠᠬᠤ ᠳ᠋ᠠᠭᠠᠨ ᠡᠬᠢ ᠰᠤᠷᠪᠤᠯᠵᠢ ᠶ᠋ᠢ ᠲᠣᠳᠣᠷᠬᠠᠢ ᠪᠠᠢᠯᠭᠠᠬᠤ ᠶ᠋ᠢ ᠵᠥᠪᠯᠡᠨ᠎ᠡ᠃
ᠪᠤᠰᠤᠳ ᠤᠨ ᠬᠤᠪᠢ ᠶ᠋ᠢᠨ ᠬᠠᠶᠢᠭ᠂ ᠤᠲᠠᠰᠤ᠂ ᠢᠮᠧᠯ᠂ ᠪᠠᠢᠷᠢᠰᠢᠯ᠂ ᠳᠠᠩᠰᠠ᠂ ᠬᠤᠪᠢ ᠶ᠋ᠢᠨ ᠵᠢᠷᠤᠭ ᠢ᠋ ᠵᠦᠪᠰᠢᠶᠡᠷᠡᠯ ᠦᠭᠡᠢ ᠨᠡᠢᠲᠡᠯᠡᠬᠦ ᠶ᠋ᠢ ᠬᠣᠷᠢᠭᠯᠠᠨ᠎ᠠ᠃
ᠪᠤᠰᠤᠳ ᠢ᠋ ᠳᠠᠭᠠᠵᠤ ᠮᠥᠷᠳᠡᠬᠦ᠂ ᠰᠦᠷᠳᠡᠭᠦᠯᠬᠦ᠂ ᠠᠶᠤᠯ ᠳᠠᠭᠤᠳᠠᠬᠤ ᠠᠭᠤᠯᠭ᠎ᠠ ᠪᠠ ᠦᠢᠯᠡᠳᠦᠯ ᠢ᠋ ᠬᠣᠷᠢᠭᠯᠠᠨ᠎ᠠ᠃
ᠵᠣᠬᠢᠶᠠᠭᠴᠢ ᠶ᠋ᠢᠨ ᠡᠷᠬᠡ᠂ ᠬᠤᠳᠠᠯᠳᠤᠭᠠᠨ ᠤ ᠲᠡᠮᠳᠡᠭ᠂ ᠪᠤᠰᠤᠳ ᠤᠨ ᠥᠮᠴᠢᠯᠡᠯ ᠦ᠋ᠨ ᠡᠷᠬᠡ ᠶ᠋ᠢ ᠵᠥᠷᠢᠴᠡᠭᠰᠡᠨ ᠠᠭᠤᠯᠭ᠎ᠠ ᠶ᠋ᠢ ᠨᠡᠢᠲᠡᠯᠡᠬᠦ ᠦᠭᠡᠢ᠃
ᠡᠷᠬᠡ ᠵᠥᠷᠢᠴᠡᠭᠰᠡᠨ ᠠᠭᠤᠯᠭ᠎ᠠ ᠶ᠋ᠢ ᠣᠯᠵᠤ ᠬᠠᠷᠠᠪᠠᠯ [email protected] ᠬᠠᠶᠢᠭ ᠲᠤ ᠮᠡᠳᠡᠭᠳᠡᠵᠦ ᠪᠣᠯᠣᠨ᠎ᠠ᠃
ᠳᠦᠷᠢᠮ ᠵᠥᠷᠢᠴᠡᠭᠰᠡᠨ ᠲᠣᠬᠢᠶᠠᠯᠳᠤᠯ ᠳ᠋ᠤ MONGOL WORLD ᠨᠢ ᠠᠭᠤᠯᠭ᠎ᠠ ᠶ᠋ᠢ ᠨᠢᠭᠤᠬᠤ᠂ ᠤᠰᠠᠳᠬᠠᠬᠤ᠂ ᠳᠠᠩᠰᠠ ᠶ᠋ᠢ ᠲᠦᠷ ᠬᠢᠵᠠᠭᠠᠷᠯᠠᠬᠤ ᠪᠤᠶᠤ ᠬᠠᠭᠠᠬᠤ ᠠᠷᠭ᠎ᠠ ᠬᠡᠮᠵᠢᠶ᠎ᠡ ᠠᠪᠴᠤ ᠪᠣᠯᠣᠨ᠎ᠠ᠃
ᠵᠥᠷᠢᠴᠡᠯ ᠮᠡᠳᠡᠭᠳᠡᠬᠦ ᠬᠠᠶᠢᠭ᠄ [email protected]